标签
ᠬᠠᠶ᠋ᠢᠷᠠᠲᠠᠢ ᠭᠡᠳᠡᠭ ᠦᠭᠡ ᠶᠢ ᠬᠡᠨ ᠡᠴᠡ ᠴᠤ ᠶᠤᠮ ᠪᠤᠢ ᠰᠣᠨᠣᠰᠣᠴᠢᠬᠠᠭᠠᠳ br>
ᠬᠠᠨᠢ ᠮᠢᠨᠢ ᠴᠢᠮᠠᠢ ᠪᠠᠨ ᠭᠣᠮᠣᠳᠠᠭᠠᠵᠤ ᠪᠤᠷᠤᠭᠤ ᠬᠠᠷᠠᠵᠤ ᠬᠡᠪᠲᠡᠬᠦ ᠪᠤᠢ ᠳ᠋ᠠ br>
ᠴᠢᠮᠠ ᠠᠴᠠ ᠬᠡᠷᠰᠡᠦᠬᠡᠨ ᠨᠢᠭᠡᠨ ᠳᠦ ᠨᠢ ᠰᠡᠳᠬᠢᠯ ᠢᠶ᠋ᠠᠨ ᠰᠡᠮ ᠠᠯᠳᠠᠴᠢᠬᠠᠭᠠᠳ br>
ᠴᠢᠨᠠᠭᠰᠠᠨ ᠴᠠᠢ ᠦᠭᠡᠢ ᠭᠡᠶᠤᠷᠴᠤ ᠬᠦᠢᠲᠡ ᠳᠠᠭᠠᠨ ᠭᠤᠨᠢᠨ ᠰᠠᠭᠤᠬᠤ ᠪᠤᠢ ᠳ᠋ᠠ br>
ᠰᠠᠷᠠᠨ ᠤ ᠪᠦᠦᠳᠡᠭᠡᠷ ᠲᠤᠶᠠᠭᠠᠨ ᠳᠤ ᠠᠮᠠᠷᠠᠭ ᠤᠨ ᠪᠣᠯᠵᠣᠭᠠᠨ ᠳᠤ ᠮᠠᠩᠰᠢᠭᠤᠷᠠᠵᠤ br>
ᠰᠠᠯᠤᠨᠠ ᠭᠡᠵᠦ ᠬᠡᠯᠡᠴᠢᠬᠡᠭᠡᠳ ᠬᠠᠷᠢᠯᠴᠠᠭᠤᠷ ᠢᠶ᠋ᠠᠨ ᠰᠢᠭᠦᠷᠬᠦ ᠪᠤᠢ ᠳ᠋ᠠ br>
ᠡᠭᠡᠳᠡᠷᠡᠭᠡ ᠰᠦᠯᠪᠡᠭᠡ ᠵᠣᠬᠢᠶᠠᠨ ᠪᠤᠬᠢᠨᠢᠳᠤᠯ ᠭᠠᠷᠭᠠᠨ ᠳᠡᠷᠡᠯᠡᠨ ᠬᠣᠨᠣᠴᠢᠬᠠᠭᠠᠳ br>
ᠡᠯᠢᠭᠡ ᠪᠦᠲᠡᠨᠢᠭᠡ ᠬᠠᠭᠠᠰᠯᠠᠵᠤ ᠬᠠᠷᠠ ᠰᠥᠨᠢ ᠪᠡᠷ ᠤᠬᠢᠯᠠᠨ ᠰᠠᠭᠤᠬᠤ ᠪᠤᠢ ᠳ᠋ᠠ br>
ᠬᠠᠨᠢ ᠮᠢᠨᠢ ᠴᠢ ᠲᠡᠶ᠋ᠢᠮᠦ ᠴᠠᠭ ᠢᠷᠡᠪᠡᠯ br>
ᠳᠡᠩᠳᠡᠭᠦᠦ ᠬᠠᠶ᠋ᠢᠷᠠ ᠢᠲᠡᠭᠡᠯ ᠢ ᠮᠢᠨᠢ ᠰᠠᠨᠠᠭᠠᠳ br>
ᠬᠠᠯᠠᠭᠤᠬᠠᠨ ᠡᠪᠦᠷ ᠡᠴᠡ ᠪᠡᠨ ᠨᠠᠮᠠᠢ ᠪᠤᠴᠠᠭᠠᠬᠠᠨ ᠠᠵᠠᠨᠠᠭᠠᠴᠢ br>
ᠠᠮᠢᠳᠤᠷᠠᠯ ᠮᠡᠳᠡᠬᠦ ᠦᠭᠡᠢ ᠪᠢ ᠴᠢᠨᠢ ᠴᠢᠨᠦᠬᠢ ᠪᠡᠨ ᠯᠠ ᠳᠡᠷᠭᠡᠳᠡ ᠡᠴᠡ ᠬᠣᠯᠠᠳᠠᠪᠠᠯ br>
ᠰᠠᠯᠬᠢ ᠳᠠᠭᠠᠨ ᠵᠢᠩᠳᠡᠨ ᠥᠲᠡᠯᠦᠨᠡ br>
ᠬᠣᠷᠸ᠋ᠠ ᠳᠤ ᠭᠠᠭᠴᠠᠬᠠᠨ ᠴᠢᠮᠠ ᠳᠤ ᠪᠠᠨ ᠬᠠᠶ᠋ᠢᠷᠠᠲᠠᠢ ᠭᠡᠳᠡᠭ ᠢᠶ᠋ᠠᠨ ᠪᠢ ᠳᠠᠬᠢᠨ ᠬᠡᠯᠡᠶᠡ br>
ᠬᠣᠩᠭᠣᠷ ᠮᠢᠨᠢ ᠴᠢ ᠨᠠᠮᠠᠢ ᠶᠠᠮᠠᠷ ᠴᠤ ᠦᠶᠡ ᠳᠦ ᠪᠤᠤ ᠶᠠᠪᠤᠭᠤᠯ br>
ᠬᠠᠷᠠᠬᠠᠨ ᠨᠢᠳᠦᠲᠦ ᠬᠦᠦ ᠪᠡᠨ ᠲᠡᠪᠡᠷᠢᠨ ᠪᠠᠶ᠋ᠢᠵᠤ ᠪᠢ ᠴᠢᠮᠠ ᠠᠴᠠ ᠪᠠᠨ ᠭᠤᠶᠤᠶᠠ br>
ᠬᠠᠮᠤᠭ ᠤᠨ ᠵᠢᠷᠭᠠᠯ ᠲᠠᠢ ᠡᠳᠦᠷ ᠢᠶ᠋ᠠᠨ ᠳᠤᠷᠠᠰᠤᠨ ᠪᠠᠶ᠋ᠢᠵᠤ ᠨᠠᠳᠠ ᠳᠤ ᠪᠠᠨ ᠢᠲᠡᠭᠡᠭᠡᠴᠢ br>
ᠠᠮᠠᠯᠠᠵᠤ ᠪᠠᠶ᠋ᠢᠭᠰᠠᠨ ᠦᠭᠡ ᠶᠢ ᠮᠢᠨᠢ ᠤᠬᠢᠯᠠᠭᠤᠯᠤᠨ ᠪᠠᠶ᠋ᠢᠵᠤ ᠬᠡᠯᠡᠭᠦᠯ br>
ᠠᠩᠬᠠ ᠨᠠᠳᠠ ᠲᠠᠢ ᠭᠡᠷᠯᠡᠬᠦ ᠳᠦ ᠪᠡᠨ ᠬᠠᠶ᠋ᠢᠷᠠᠲᠠᠢ ᠪᠠᠶ᠋ᠢᠭᠰᠠᠨ ᠤᠤ ᠭᠡᠵᠦ ᠠᠰᠠᠭᠤ br>
ᠦᠷᠡ ᠶᠢᠨ ᠢᠶ᠋ᠠᠨ ᠲᠥᠯᠥᠭᠡ ᠴᠢ ᠮᠢᠨᠢ ᠨᠠᠮᠠᠢ ᠨᠢᠭᠡ ᠯᠠ ᠤᠳᠠᠭᠠ ᠠᠭᠤᠴᠢᠯᠠ br>
ᠦᠨᠡᠨ ᠦ ᠵᠠᠶᠠᠭᠠ ᠴᠢᠮᠠ ᠳᠤ ᠬᠠᠨᠢ ᠢ ᠴᠢᠨᠢ ᠪᠤᠴᠠᠭᠠᠵᠤ ᠥᠭᠭᠦᠨᠡ ᠡ br>